|
︽ᠰᠢ ᠶᠢᠨ ᠫᠢᠩ ᠤᠨ ᠳᠤᠮᠳᠠᠳᠤ ᠤᠯᠤᠰ ᠤᠨ ᠮᠠᠶ᠋ᠢᠭ ᠤᠨ ᠣᠳᠣᠬᠢᠴᠢᠯᠠᠯᠲᠠ ᠶᠢᠨ ᠲᠤᠬᠠᠢ ᠥᠭᠦᠯᠡᠯᠲᠡ ᠶᠢᠨ ᠲᠡᠭᠦᠪᠦᠷᠢ︾ ᠭᠡᠬᠦ ᠨᠣᠮ ᠤᠨ ᠢᠰᠫᠠᠨᠢ ᠬᠡᠯᠡᠨ ᠤ | ᠬᠡᠪᠯᠡᠯ ᠢ ᠬᠡᠪᠯᠡᠨ ᠲᠠᠷᠬᠠᠭᠠᠪᠠ |
|
|
ᠨᠡᠶᠢᠲᠡᠯᠡᠭᠰᠡᠨ ᠴᠠᠭ᠄
2025/4/7
|
|
ᠰᠢᠨᠬᠤᠸᠠ ᠬᠤᠷᠢᠶ᠎ᠠ ᠶᠢᠨ ᠪᠡᠭᠡᠵᠢᠩ ᠤᠨ 4 ᠰᠠᠷ᠎ᠠ ᠶᠢᠨ 6 ᠤ ᠴᠠᠭᠢᠯᠭᠠᠨ ᠮᠡᠳᠡᠭᠡ ᠳᠤᠮᠳᠠᠳᠤ ᠤᠯᠤᠰ ᠤᠨ ᠡᠪ ᠬᠠᠮᠲᠤ ᠨᠠᠮ ᠤᠨ ᠲᠥᠪ ᠬᠤᠷᠢᠶ᠎ᠠ ᠶᠢᠨ ᠨᠠᠮ ᠤᠨ ᠲᠡᠦᠬᠡ ᠪᠠ ᠲᠤᠯᠭᠤᠷ ᠪᠢᠴᠢᠭ ᠤᠨ ᠰᠤᠳᠤᠯᠭᠠᠨ ᠤ ᠬᠦᠷᠢᠶᠡᠯᠡᠩ ᠤᠨ ᠣᠷᠴᠢᠭᠤᠯᠤᠭᠰᠠᠨ ︽ ᠰᠢ ᠶᠢᠨ ᠫᠢᠩ ᠤᠨ ᠳᠤᠮᠳᠠᠳᠤ ᠤᠯᠤᠰ ᠤᠨ ᠮᠠᠶ᠋ᠢᠭ ᠤᠨ ᠣᠳᠣᠬᠢᠴᠢᠯᠠᠯᠲᠠ ᠶᠢᠨ ᠲᠤᠬᠠᠢ ᠥᠭᠦᠯᠡᠯᠲᠡ ᠶᠢᠨ ᠲᠡᠭᠦᠪᠦᠷᠢ︾ ᠭᠡᠬᠦ ᠨᠣᠮ ᠤᠨ ᠢᠰᠫᠠᠨᠢ ᠬᠡᠯᠡᠨ ᠤ ᠬᠡᠪᠯᠡᠯ ᠢ ᠣᠶᠢᠷ᠎ᠠ ᠳᠤ ᠲᠥᠪ ᠤᠨ ᠨᠠᠶᠢᠷᠠᠭᠤᠯᠤᠨ ᠣᠷᠴᠢᠭᠤᠯᠬᠤ ᠬᠡᠪᠯᠡᠯ ᠤᠨ ᠬᠤᠷᠢᠶ᠎ᠠ ᠠᠴᠠ ᠬᠡᠪᠯᠡᠭᠦᠯᠵᠦ ᠂ ᠤᠯᠤᠰ ᠤᠨ ᠳᠣᠲᠣᠭᠠᠳᠤ ᠭᠠᠳᠠᠭᠠᠳᠤ ᠳᠤ ᠲᠠᠷᠬᠠᠭᠠᠪᠠ ᠃ ︽ ᠰᠢ ᠶᠢᠨ ᠫᠢᠩ ᠤᠨ ᠳᠤᠮᠳᠠᠳᠤ ᠤᠯᠤᠰ ᠤᠨ ᠮᠠᠶ᠋ᠢᠭ ᠤᠨ ᠣᠳᠣᠬᠢᠴᠢᠯᠠᠯᠲᠠ ᠶᠢᠨ ᠲᠤᠬᠠᠢ ᠥᠭᠦᠯᠡᠯᠲᠡ ᠶᠢᠨ ᠲᠡᠭᠦᠪᠦᠷᠢ︾ ᠶᠢ ᠳᠤᠮᠳᠠᠳᠤ ᠤᠯᠤᠰ ᠤᠨ ᠡᠪ ᠬᠠᠮᠲᠤ ᠨᠠᠮ ᠤᠨ ᠲᠥᠪ ᠬᠤᠷᠢᠶ᠎ᠠ ᠶᠢᠨ ᠨᠠᠮ ᠤᠨ ᠲᠡᠦᠬᠡ ᠪᠠ ᠲᠤᠯᠭᠤᠷ ᠪᠢᠴᠢᠭ ᠤᠨ ᠰᠤᠳᠤᠯᠭᠠᠨ ᠤ ᠬᠦᠷᠢᠶᠡᠯᠡᠩ ᠠᠴᠠ ᠨᠠᠶᠢᠷᠠᠭᠤᠯᠵᠤ ᠂ ᠰᠢ ᠶᠢᠨ ᠫᠢᠩ ᠨᠥᠬᠦᠷ ᠤᠨ ᠳᠤᠮᠳᠠᠳᠤ ᠤᠯᠤᠰ ᠤᠨ ᠮᠠᠶ᠋ᠢᠭ ᠤᠨ ᠣᠳᠣᠬᠢᠴᠢᠯᠠᠯᠲᠠ ᠶᠢᠨ ᠲᠣᠭᠤᠷᠢᠨ ᠳᠤ ᠨᠡᠶᠢᠲᠡᠯᠡᠭᠰᠡᠨ ᠠᠯᠢ ᠣᠯᠠᠨ ᠴᠢᠬᠤᠯᠠ ᠥᠭᠦᠯᠡᠯᠲᠡ ᠶᠢ ᠣᠷᠣᠭᠤᠯᠪᠠ ᠃ ᠲᠣᠰ ᠨᠣᠮ ᠤᠨ ᠢᠰᠫᠠᠨᠢ ᠬᠡᠯᠡᠨ ᠤ ᠬᠡᠪᠯᠡᠯ ᠪᠣᠯᠣᠨ ᠲᠦᠷᠦᠭᠦᠬᠡᠨ ᠬᠡᠪᠯᠡᠭᠳᠡᠭᠰᠡᠨ ᠠᠩᠭ᠍ᠯᠢ ᠭᠡᠯᠡ ᠂ ᠹᠷᠠᠨᠼᠢ ᠭᠡᠯᠡ ᠂ ᠣᠷᠣᠰ ᠭᠡᠯᠡ ᠂ ᠠᠷᠠᠪ ᠭᠡᠯᠡ ᠂ ᠶᠠᠫᠤᠨ ᠬᠡᠯᠡᠨ ᠤ ᠬᠡᠪᠯᠡᠯ ᠨᠢ ᠭᠠᠳᠠᠭᠠᠳᠤ ᠶᠢᠨ ᠤᠩᠰᠢᠭᠴᠢᠳ ᠤᠨ ᠳᠤᠮᠳᠠᠳᠤ ᠤᠯᠤᠰ ᠤᠨ ᠮᠠᠶ᠋ᠢᠭ ᠤᠨ ᠣᠳᠣᠬᠢᠴᠢᠯᠠᠯᠲᠠ ᠶᠢᠨ ᠣᠨᠣᠯ ᠤᠨ ᠰᠢᠰᠲ᠋ᠧᠮ ᠪᠣᠯᠣᠨ ᠦᠢᠯᠡᠳᠦᠯᠭᠡ ᠶᠢᠨ ᠱᠠᠭᠠᠷᠳᠠᠯᠭ᠎ᠠ ᠶᠢ ᠭᠦᠨᠵᠡᠭᠡᠢ ᠣᠶᠢᠯᠠᠭᠠᠵᠤ ᠂ ᠳᠤᠮᠳᠠᠳᠤ ᠤᠯᠤᠰ ᠤᠨ ᠡᠪ ᠬᠠᠮᠲᠤ ᠨᠠᠮ ᠤᠨ ᠳᠤᠮᠳᠠᠳᠤ ᠤᠯᠤᠰ ᠤᠨ ᠠᠷᠠᠳ ᠲᠦᠮᠡᠨ ᠢ ᠪᠦᠯᠬᠦᠮᠳᠡᠭᠦᠯᠦᠨ ᠳᠠᠭᠠᠭᠤᠯᠵᠤ ᠠᠮᠵᠢᠯᠲᠠ ᠲᠠᠢ ᠪᠠᠷ ᠵᠠᠮᠨᠠᠭᠰᠠᠨ ᠳᠤᠮᠳᠠᠳᠤ ᠤᠯᠤᠰ ᠤᠨ ᠮᠠᠶ᠋ᠢᠭ ᠤᠨ ᠣᠳᠣᠬᠢᠴᠢᠯᠠᠯᠲᠠ ᠶᠢᠨ ᠰᠢᠨ᠎ᠡ ᠵᠠᠮ ᠂ ᠡᠭᠦᠳᠦᠨ ᠪᠦᠲᠦᠭᠡᠭᠰᠡᠨ ᠬᠥᠮᠥᠨ ᠲᠥᠷᠥᠯᠬᠢᠲᠡᠨ ᠤ ᠪᠣᠯᠪᠠᠰᠤᠨ ᠤ ᠰᠢᠨ᠎ᠡ ᠭᠡᠯᠪᠡᠷᠢ ᠂ ᠢᠯᠡᠷᠡᠭᠦᠯᠦᠭᠰᠡᠨ ᠣᠳᠣᠬᠢᠴᠢᠯᠠᠯᠲᠠ ᠶᠢᠨ ᠰᠢᠨ᠎ᠡ ᠵᠢᠷᠤᠭ ᠲᠥᠰᠥᠪ ᠢ ᠭᠦᠨᠵᠡᠭᠡᠢ ᠣᠶᠢᠯᠠᠭᠠᠵᠤ ᠂ ᠳᠡᠯᠡᠬᠡᠢ ᠨᠡᠶᠢᠭᠡᠮ ᠤᠨ ᠬᠢᠨ ᠤ ᠣᠳᠣᠬᠢᠴᠢᠯᠠᠯᠲᠠ ᠶᠢᠨ ᠵᠠᠮ ᠢᠶᠠᠷ ᠭᠠᠷ ᠬᠤᠯᠪᠣᠯᠴᠠᠨ ᠬᠠᠮᠲᠤ ᠪᠠᠷ ᠤᠷᠤᠭᠰᠢᠯᠠᠬᠤ ᠂ ᠡᠩᠬᠡ ᠲᠠᠶᠢᠪᠤᠩ ᠬᠥᠭᠵᠢᠯᠲᠡ ᠂ ᠬᠠᠷᠢᠯᠴᠠᠨ ᠠᠰᠢᠭᠲᠠᠢ ᠬᠠᠮᠲᠤᠷᠠᠯᠴᠠᠭ᠎ᠠ ᠂ ᠬᠠᠮᠲᠤ ᠪᠠᠷ ᠴᠡᠴᠡᠭᠯᠡᠨ ᠬᠥᠭᠵᠢᠭᠰᠡᠨ ᠳᠡᠯᠡᠬᠡᠢ ᠶᠢᠨ ᠣᠳᠣᠬᠢᠴᠢᠯᠠᠯᠲᠠ ᠶᠢ ᠪᠡᠶᠡᠯᠡᠭᠦᠯᠬᠦ ᠬᠠᠮᠲᠤ ᠶᠢᠨ ᠲᠠᠨᠢᠯᠲᠠ ᠶᠢ ᠴᠢᠩᠭᠠᠳᠬᠠᠬᠤ ᠳᠤ ᠴᠢᠬᠤᠯᠠ ᠠᠴᠢ ᠬᠤᠯᠪᠣᠭᠳᠠᠯ ᠲᠠᠢ ᠶᠤᠮ ᠃ |
|
ᠢᠷᠡᠯᠲᠡ᠄
ᠥᠪᠥᠷ ᠮᠣᠩᠭᠤᠯ ᠤᠨ ᠡᠳᠦᠷ ᠤᠨ ᠰᠣᠨᠢᠨ
|